回家的晚上-文本歌词

回家的晚上-文本歌词

发行日期:

作词 : 腾格尔
作曲 : 腾格尔
ᠦᠨᠢᠶᠡᠨ ᠰᠦ ᠲᠠᠢ ᠴᠠᠢ ᠶᠦ᠋ ᠪᠡᠨ
ᠠᠮᠲᠠᠲᠠᠢᠬᠠᠨ ᠤᠤᠭᠤᠵᠤ ᠰᠠᠭᠤᠶ᠎ᠠ
ᠠᠪᠤ ᠶᠦ᠋ ᠡᠵᠢ ᠲᠠᠢ ᠪᠠᠨ
ᠠᠶᠠᠲᠠᠢ ᠰᠠᠢᠬᠠᠨ ᠨᠠᠷᠭᠢᠵᠤ ᠰᠠᠭᠤᠶ᠎ᠠ
ᠬᠣᠶᠠᠷ ᠨᠠᠰᠤᠲᠠᠨ ᠮᠢᠨᠢ
ᠬᠦᠦ ᠪᠡᠨ ᠢᠷᠡᠬᠦ ᠶᠢ ᠬᠦᠯᠢᠶᠡᠵᠦ ᠰᠠᠭᠤᠨ᠎ᠠ ᠦᠦ
ᠬᠣᠶᠠᠷ ᠨᠢᠳᠦ ᠨᠢ ᠵᠢᠷᠪᠡᠰ ᠵᠢᠷᠪᠡᠰ ᠬᠦᠳᠡᠯᠭᠡᠬᠦ ᠪᠦᠷᠢ
ᠬᠠᠯᠠᠭᠤᠨ ᠨᠢᠯᠪᠤᠰᠤ ᠪᠦᠮᠪᠦᠷᠢᠨ᠎ᠠ
ᠬᠣᠶᠠᠷ ᠨᠠᠰᠤᠲᠠᠨ ᠮᠢᠨᠢ
ᠬᠦᠦ ᠪᠡᠨ ᠢᠷᠡᠬᠦ ᠶᠢ ᠬᠦᠯᠢᠶᠡᠵᠦ ᠰᠠᠭᠤᠨ᠎ᠠ ᠦᠦ
ᠬᠣᠶᠠᠷ ᠨᠢᠳᠦ ᠨᠢ ᠵᠢᠷᠪᠡᠰ ᠵᠢᠷᠪᠡᠰ ᠬᠦᠳᠡᠯᠭᠡᠬᠦ ᠪᠦᠷᠢ
ᠬᠠᠯᠠᠭᠤᠨ ᠨᠢᠯᠪᠤᠰᠤ ᠪᠦᠮᠪᠦᠷᠢᠨ᠎ᠠ
ᠠᠯᠲᠠᠨ ᠬᠤᠨᠳᠠᠭᠠᠨ ᠳᠤ ᠪᠠᠨ ᠮᠡᠯᠮᠡᠷᠡᠭᠦᠯᠦᠭᠰᠡᠨ
ᠤᠳᠤᠮ ᠰᠠᠢᠬᠠᠨ ᠳᠡᠭᠡᠵᠢ ᠪᠡᠨ ᠪᠢ᠌
ᠠᠪᠤ ᠶᠦ᠋ ᠡᠵᠢ ᠳᠦ ᠪᠡᠨ
ᠲᠣᠯᠤᠭᠠᠢ ᠮᠦᠷᠭᠦᠨ ᠳᠡᠪᠰᠢᠭᠦᠯᠦᠶ᠎ᠡ
ᠬᠣᠶᠠᠷ ᠨᠠᠰᠤᠲᠠᠨ ᠮᠢᠨᠢ
ᠬᠦᠦ ᠪᠡᠨ ᠢᠷᠡᠬᠦ ᠶᠢ ᠬᠦᠯᠢᠶᠡᠵᠦ ᠰᠠᠭᠤᠨ᠎ᠠ ᠦᠦ
ᠬᠣᠶᠠᠷ ᠨᠢᠳᠦ ᠨᠢ ᠵᠢᠷᠪᠡᠰ ᠵᠢᠷᠪᠡᠰ ᠬᠦᠳᠡᠯᠭᠡᠬᠦ ᠪᠦᠷᠢ
ᠬᠠᠢᠷ᠎ᠠ ᠢᠨᠢᠶᠡᠳᠦ ᠪᠢᠯᠬᠠᠨ᠎ᠠ

ᠠᠪᠤ ᠶᠦ᠋ ᠡᠵᠢ ᠧ
ᠠᠪᠤ ᠶᠦ᠋ ᠡᠵᠢ ᠧ